Mongol-Choinom
ᠮᠣᠩᠭᠣᠯ ᠭᠡᠳᠡᠭ ᠵᠣᠷᠢᠭᠲᠠᠨ ᠡᠷᠡᠴᠦᠳ ᠨᠢ ᠵᠣᠳᠣᠭᠣᠨ ᠳᠡᠭᠡᠷ᠎ᠡ ᠥᠰᠴᠦ᠂ ᠵᠣᠭᠰᠣᠭ᠎ᠠ ᠪᠠᠷ ᠢᠶᠠᠨ ᠨᠥᠭᠴᠢᠳᠡᠭ ᠵᠣᠷᠢᠮᠠᠭ ᠰᠠᠶᠢᠬᠠᠨ ᠡᠬᠡ ᠣᠷᠣᠨ ᠮᠣᠩᠭᠣᠯ ᠭᠡᠳᠡᠭ ᠰᠠᠷᠤᠩᠭᠤᠸ᠎ᠠ ᠰᠠᠭᠠᠯᠢᠴᠢᠨ ᠥᠬᠢᠳ ᠨᠢ᠂ ᠰᠠᠯᠬᠢᠨ ᠳᠤ ᠪᠣᠷᠣᠯᠠᠭᠰᠠᠨ ᠰᠠᠶᠢᠬᠠᠨ ᠡᠬᠡ ᠣᠷᠣᠨ ᠮᠣᠩᠭᠣᠯ ᠭᠡᠳᠡᠭ ᠲᠩᠷᠢ ᠨᠢ ᠴᠡᠯᠮᠡᠭ᠂ ᠲᠡᠭᠰᠢ ᠲᠠᠯ᠎ᠠ ᠨᠢ ᠴᠡᠯᠡᠭᠡᠷ᠂ ᠲᠡᠨᠳᠡ ᠰᠠᠭᠤᠭᠴᠢᠳ ᠨᠢ ᠴᠡᠮᠴᠡᠭᠡᠷ ᠂ᠲᠢᠪ ᠳᠡᠯᠡᠬᠡᠢ ᠳᠦ ᠬᠣᠣᠰ ᠦᠭᠡᠢ ᠰᠠᠶᠢᠬᠠᠨ ᠡᠬᠡ ᠣᠷᠣᠨ ᠮᠣᠩᠭᠣᠯ ᠭᠡᠳᠡᠭ ᠠᠭᠤᠯᠠ ᠨᠢ ᠥᠨᠳᠥᠷ᠂ ᠤᠷᠭᠤᠴᠠ ᠨᠢ ᠥᠳᠬᠡᠨ᠂ ᠤᠷᠤᠰᠬᠠᠯ ᠨᠢ ᠲᠤᠩᠭᠠᠯᠠᠭ᠂ ᠠᠭᠤᠵᠢᠮ ᠰᠠᠶᠢᠬᠠᠨ ᠡᠬᠡ ᠣᠷᠣᠨ ᠮᠣᠩᠭᠣᠯ ᠤᠨ ᠳᠠᠭᠤᠤ ᠭᠡᠪᠡᠯ ᠮᠣᠲ᠋ᠣᠷ ᠤᠨ ᠳᠠᠭᠤᠤ ᠪᠢᠰᠢ ᠮᠣᠷᠢᠲᠠᠨ ᠵᠠᠯᠠᠭᠤᠰ ᠢ ᠤᠶᠠᠷᠠᠭᠠᠭᠰᠠᠨ ᠮᠣᠶᠢᠯ ᠬᠠᠷ᠎ᠠ ᠨᠢᠳᠦᠲᠡᠨᠡᠭ ᠦᠳ ᠦᠨ ᠳᠠᠭᠤ ᠶᠢ ᠮᠣᠩᠭᠣᠯ ᠭᠡᠳᠡᠭ ᠶᠤᠮ ᠮᠣᠩᠭᠣᠯ ᠤᠨ ᠳᠤᠷᠠᠰᠬᠠᠯ ᠭᠡᠪᠡᠯ ᠮᠥᠩᠭᠥᠨ ᠪᠣᠷᠢᠨᠵᠢ ᠲᠠᠢ ᠱᠣᠬᠣᠢ ᠶᠢᠨ ᠪᠠᠷᠢᠮᠠᠯ ᠪᠢᠰᠢ ᠮᠥᠷ ᠨᠢ ᠪᠠᠯᠠᠷᠠᠭ᠎ᠠ ᠦᠭᠡᠢ ᠴᠤᠪᠤᠭᠠᠨ ᠤ ᠵᠠᠮ ᠳᠡᠭᠡᠷ᠎ᠡ ᠮᠥᠩᠬᠡᠵᠢᠨ ᠦᠯᠡᠳᠡᠭᠰᠡᠨ ᠬᠦᠮᠦᠨ ᠴᠢᠯᠠᠭᠤ ᠶᠢ ᠬᠡᠯᠡᠳᠡᠭ ᠶᠤᠮ ᠡᠬᠡ ᠣᠷᠣᠨ ᠤ ᠮᠢᠨᠢ ᠠᠭᠤᠵᠢᠮ ᠳᠤ ᠨᠢᠳᠦ ᠪᠡᠨ ᠪᠡᠯᠴᠢᠭᠡᠬᠦ ᠭᠡᠵᠦ ᠢᠰᠡᠭᠡᠢ ᠭᠡᠷ ᠦᠨ ᠮᠢᠨᠢ ᠬᠣᠶᠢᠮᠣᠷ ᠲᠤ ᠢᠳᠡᠭᠡ ᠵᠣᠭᠣᠭᠯᠠᠬᠤ ᠭᠡᠵᠦ ᠡᠷᠲᠡᠨ ᠦ ᠧᠦ᠋ᠷᠣᠫᠠ ᠶᠢᠨ ᠡᠷᠡᠲᠡᠢ᠂ ᠵᠣᠷᠢᠭᠲᠠᠢ ᠵᠢᠭᠤᠯᠴᠢᠳ ᠡᠯᠡᠰᠦᠨ ᠴᠥᠯ ᠢᠶᠡᠷ ᠨᠢ ᠠᠩᠭᠠᠵᠤ ᠶᠠᠪᠤᠭᠰᠠᠨ ᠮᠥᠷ ᠪᠤᠢ ᠬᠦᠮᠦᠨ ᠭᠦᠢ ᠶᠤᠮ ᠰᠢᠭ ᠥᠩᠭᠡᠶᠢᠭᠰᠡᠨ ᠮᠠᠨᠵᠤ ᠳᠠᠶᠢᠴᠢᠨ ᠤᠯᠤᠰ ᠤᠨ ᠬᠦᠷᠢᠶ᠎ᠡ ᠨᠢ ᠪᠢᠲᠡᠭᠦᠦ ᠬᠠᠷ᠎ᠠ ᠬᠢᠯᠢᠩ ᠮᠠᠯᠠᠭᠠᠢ ᠬᠦᠯᠦᠭ ᠮᠣᠷᠢᠨ ᠤ ᠲᠣᠭᠣᠰᠣᠨ ᠳᠤᠮᠳᠠ ᠲᠣᠯᠣᠭᠠᠶᠢᠲᠠᠭ ᠢᠶᠠᠨ ᠬᠢᠯᠢ ᠶᠢᠨ ᠣᠪᠣᠭᠠᠨ ᠤ ᠪᠡᠯ ᠳᠦ ᠥᠩᠬᠦᠷᠢᠴᠢ ᠤᠨᠠᠭᠰᠠᠨ ᠮᠥᠷ ᠪᠤᠢ ᠡᠨᠡ ᠴᠢᠨᠢ ᠡᠵᠡᠨ ᠲᠡᠢ᠂ ᠡᠵᠡᠨ ᠨᠢ ᠡᠷ᠎ᠡ ᠲᠡᠢ ᠴᠢᠳᠠᠯ ᠲᠠᠢ ᠡᠷᠲᠡᠨ ᠡᠴᠡ ᠪᠡᠨ ᠡᠴᠢᠭᠡ ᠲᠡᠢ᠂ ᠡᠪᠦᠭᠡ ᠲᠡᠢ᠂ ᠬᠠᠳᠠᠨ ᠳᠡᠭᠡᠷ᠎ᠡ ᠪᠡᠨ ᠪᠢᠴᠢᠭ ᠲᠡᠢ ᠬᠠᠳᠠᠭᠠᠨ ᠳᠡᠭᠡᠷ᠎ᠡ ᠪᠡᠨ ᠢᠷᠦᠭᠡᠯ ᠲᠡᠢ᠂ ᠬᠠᠮᠢᠭ᠎ᠠ ᠴᠤ ᠮᠣᠩᠭᠣᠯ ᠯᠠ ᠭᠡᠳᠡᠭ ᠨᠡᠷ᠎ᠡ ᠲᠡᠢ ᠬᠠᠨᠠᠭᠠᠷ ᠡᠬᠡ ᠣᠷᠣᠨ ᠰᠢᠦ ᠪᠥᠮᠪᠥᠷᠴᠡᠭ ᠮᠢᠨᠢ ᠴᠢ᠂ ᠬᠣᠶᠠᠷ ᠬᠦᠩ ᠢᠶᠡᠷ ᠬᠥᠲᠦᠯᠦᠭᠦᠯᠦᠭᠰᠡᠨ ᠪᠥᠭᠡᠷ᠎ᠡ ᠠᠯᠠᠭ ᠦᠨᠢᠶ᠎ᠡ ᠰᠢᠭ ᠭᠠᠶᠢᠬᠠᠩᠬᠠᠨ ᠵᠣᠭᠰᠣᠬᠤ ᠳᠤ ᠪᠠᠨ ᠪᠥᠬᠥᠭ ᠲᠦᠷᠭᠡᠨ ᠭᠦᠶᠦᠳᠡᠯ ᠲᠡᠢ ᠵᠢᠵᠢᠭ ᠮᠣᠷᠢ ᠪᠠᠨ ᠰᠣᠶᠢᠵᠤ ᠪᠥᠬᠥᠰᠢ ᠦᠭᠡᠢ ᠭᠠᠯ ᠤᠨ ᠳᠡᠷᠭᠡᠳᠡ ᠬᠦᠷᠡᠯ ᠨᠢᠭᠤᠷ ᠨᠢ ᠭᠡᠶᠢᠵᠦ ᠪᠥᠭᠡ ᠮᠥᠷᠭᠥᠯ ᠦᠨ ᠠᠶᠠᠰ ᠬᠦᠴᠦᠲᠦ ᠢᠯᠳᠦ ᠪᠡᠨ ᠳᠠᠯᠠᠶᠢᠭᠰᠠᠨ ᠪᠥᠭᠲᠥᠷ ᠲᠣᠯᠣᠭᠠᠶᠢᠲᠤ ᠮᠣᠩᠭᠣᠯ ᠬᠦᠮᠦᠨ ᠦ ᠲᠤᠬᠠᠢ ᠰᠣᠨᠣᠰᠤᠭᠰᠠᠨ ᠤᠤ ᠠᠬᠤᠢ ᠪᠠᠶᠠᠨ ᠪᠠᠶᠢᠭᠠᠯ ᠳᠤ ᠪᠠᠨ ᠡᠵᠡᠨ ᠬᠦᠮᠦᠨ ᠰᠢᠭ ᠰᠡᠯᠡᠭᠦᠴᠡᠵᠦ ᠠᠭᠠᠷ ᠤᠰᠤᠨ ᠤ ᠲᠤᠩᠭᠠᠯᠠᠭ ᠲᠤ ᠪᠠᠨ ᠡᠷᠡᠭᠦᠯ ᠴᠢᠭᠢᠷᠠᠭ ᠥᠰᠥᠴᠥᠭᠡᠵᠦ ᠠᠯᠲᠠᠨ ᠲᠠᠯ᠎ᠠ ᠶᠢ ᠠᠯᠳᠠᠯᠠᠭᠰᠠᠨ ᠤᠷᠲᠤ ᠶᠢᠨ ᠳᠠᠭᠤ ᠪᠠᠨ ᠵᠣᠬᠢᠶᠠᠵᠤ ᠠᠶᠤᠯᠲᠤ ᠪᠡᠷᠬᠡ ᠶᠢ ᠳᠠᠯᠳᠠᠯᠠᠭᠰᠠᠨ ᠤᠷᠢᠳᠤ ᠶᠢᠨ ᠲᠡᠦᠬᠡ ᠪᠡᠨ ᠪᠦᠲᠦᠭᠡᠵᠦ ᠠᠷᠠᠨᠵᠠᠯ ᠤᠯᠠᠭᠠᠨ ᠭᠠᠯ ᠤᠨ ᠱᠠᠰᠢᠷᠯᠠᠵᠤ ᠪᠠᠶᠢᠭ᠎ᠠ ᠳᠥᠯᠦ ᠰᠢᠭ ᠠᠰᠠᠨ ᠳᠦᠷᠡᠯᠵᠡᠭᠰᠡᠨ ᠰᠡᠳᠬᠢᠯ ᠲᠡᠢ ᠨᠡᠭᠦᠳᠡᠯᠴᠢ ᠣᠮᠣᠭ ᠢ ᠳᠠᠭᠤᠯᠠᠭᠰᠠᠨ ᠤᠤ ᠠᠷᠪᠠᠨ ᠪᠠᠷᠠᠭᠠᠨ ᠤ ᠭᠠᠵᠠᠷ ᠠᠴᠠ ᠤᠷᠤᠯᠳᠤᠬᠤ ᠮᠣᠷᠢᠳ ᠤᠨ ᠲᠤᠭᠤᠷᠠᠢ ᠠᠯᠳᠠᠯᠠᠨ ᠲᠠᠯᠪᠢᠬᠤ ᠰᠤᠮᠤᠨ ᠤ ᠣᠨᠣᠭ᠎ᠠ ᠳᠠᠭᠤᠳᠠᠬᠤ ᠴᠤᠤᠷᠠᠢ ᠠᠭᠠᠷᠤ ᠽᠠᠨᠳᠠᠨ ᠬᠠᠰᠢᠯᠭᠠᠨ ᠠᠴᠠ ᠨᠢᠰᠬᠦ ᠰᠤᠮᠤᠨ ᠤ ᠤᠤᠬᠠᠢ ᠠᠰᠠᠷ ᠤᠨ ᠡᠮᠦᠨ᠎ᠡ ᠳᠡᠪᠢᠬᠦ ᠬᠦᠴᠦᠲᠦ ᠪᠥᠬᠡ ᠶᠢᠨ ᠭᠤᠩᠰᠢᠨ ᠠᠯᠠᠭ ᠯᠢᠩᠪᠦ ᠲᠡᠢ ᠬᠣᠷᠰᠢᠬᠤ ᠬᠣᠨᠢᠴᠢᠨ ᠪᠦᠰᠡᠭᠦᠢ ᠶᠢᠨ ᠬᠣᠭᠣᠯᠠᠢ ᠠᠶᠢᠷᠠᠭ ᠤᠨ ᠰᠥᠩ ᠦᠨ ᠳᠡᠷᠭᠡᠳᠡᠬᠢ ᠬᠤᠸᠠ ᠳᠡᠮᠪᠡᠭᠡ ᠶᠢ ᠰᠣᠨᠣᠰᠤᠭᠰᠠᠨ ᠤᠤ ᠦᠭᠡᠢ ᠪᠢᠵᠡ ᠳ᠋ᠡ ᠪᠥᠮᠪᠥᠷᠴᠡᠭ ᠮᠢᠨᠢ᠂ ᠪᠥᠮᠪᠥᠷᠴᠡᠭ ᠮᠢᠨᠢ ᠦᠢ ᠴᠠᠭ ᠤᠨ ᠰᠢᠭᠤᠷᠭᠠᠨ ᠳᠤ ᠴᠡᠴᠡᠷᠡᠨ ᠳᠠᠭᠵᠢᠨ ᠡᠷᠭᠢᠵᠦ ᠦᠬᠡᠷ ᠪᠤᠤᠨ ᠤ ᠳᠠᠭᠤᠨ ᠳᠤ ᠴᠢᠬᠢᠨ ᠦ ᠨᠢ ᠬᠡᠩᠭᠡᠷᠭᠡ ᠬᠠᠭᠠᠷᠠᠵᠤ ᠦᠢᠮᠡᠭᠡᠨ ᠶᠡᠬᠡ ᠲᠡᠢ ᠧᠦ᠋ᠷᠣᠫᠠ ᠶᠢᠨ ᠦᠭᠡᠨ ᠳᠦ ᠬᠠᠶᠠ ᠬᠠᠭᠤᠷᠲᠠᠵᠤ ᠦᠰᠦᠷᠦᠨ ᠳᠡᠭ ᠲᠦ ᠬᠢ ᠫᠤᠤᠵᠢᠩ ᠤᠨ ᠦᠨᠡᠰᠦᠨ ᠳᠦ ᠬᠠᠶᠠ ᠪᠤᠯᠠᠭᠤᠯᠵᠤ ᠦᠢ

ᠬᠥᠮᠦᠨ ᠦ ᠠᠮᠢᠳᠤᠷᠠᠯ ᠤᠨ ᠵᠠᠮ ᠳᠡᠭᠡᠷ᠎ᠡ ᠶᠠᠮᠠᠷ ᠨᠢᠭᠡ ᠶᠠᠭᠤᠮ᠎ᠠ ᠲᠠᠶ ᠤᠴᠠᠷᠠᠬᠤ ᠶᠢ ᠬᠡᠨ ᠴᠦ ᠲᠥᠰᠦᠭᠡᠯᠡᠵᠦ ᠴᠢᠳᠠᠬᠤ ᠦᠭᠡᠢ᠂ ᠬᠤᠪᠢ ᠵᠠᠶᠠᠭ᠎ᠠ ᠪᠠ ᠵᠣᠯ ᠵᠢᠷᠭᠠᠯ ᠢ ᠥᠪᠡᠷ ᠢᠶᠡᠨ ᠡᠵᠡᠮᠳᠡᠵᠦ ᠪᠠᠶᠢᠳᠠᠭ᠂ ᠲᠩᠷᠢ ᠠᠪᠤ ᠲᠡᠭᠦᠨ ᠢ ᠪᠤᠯᠢᠶᠠᠬᠤ ᠰᠢᠯᠲᠠᠭᠠᠨ ᠪᠠᠶᠢᠬᠤ ᠦᠭᠡᠢ᠃ https://t.cn/RC5pZkB

ᠴᠠᠬᠠᠷ-(察哈尔八鄂托克诗歌)
ᠢᠬᠡᠷ᠎ᠡ ᠵᠢᠷᠭᠤᠭᠠᠨ ᠲᠦᠮᠡᠨ
ᠦᠬᠡᠷ ᠦᠨ ᠪᠥᠭᠡᠷ᠎ᠡ ᠰᠢᠭ ᠮᠣᠩᠭᠣᠯ
ᠴᠠᠬᠠᠷ ᠤᠳᠤᠮ ᠤᠨ ᠭᠠᠪᠢᠶ᠎ᠠ ᠶᠢ
ᠣᠬᠣᠷ ᠪᠤᠤ ᠰᠡᠳᠬᠢᠲᠦᠭᠡᠢ
ᠴᠢᠬᠠᠷ ᠴᠢᠬᠠᠷ ᠶᠠᠪᠤᠳᠠᠯ ᠲᠠᠢ
ᠬᠠᠭᠠᠨ ᠤ ᠭᠡᠷ ᠲᠡᠷᠭᠡᠨ
ᠴᠠᠬᠠᠷ ᠮᠢᠨᠦ ᠤᠳᠤᠮ
ᠬᠥᠥᠭᠯᠡᠵᠦ ᠶᠠᠪᠤᠭᠰᠠᠨ ᠦᠯᠢᠭᠡᠷ ᠪᠤᠢ
ᠠᠬᠠᠷ ᠬᠤᠷᠠᠭᠠᠨ ᠢᠰᠡᠭᠡᠢ
ᠳᠠᠶᠢᠨ ᠬᠠᠭᠠᠨ ᠤ ᠦᠬᠡᠭ ᠲᠦ
ᠴᠠᠬᠠᠷ ᠲᠦᠮᠡᠨ ᠦ ᠨᠡᠮᠡᠷᠢ
ᠵᠢᠪᠠᠷ ᠬᠠᠭᠠᠭᠰᠠᠨ ᠳᠣᠮᠣᠭ ᠪᠤᠢ
ᠥᠭᠰᠥᠵᠦ ᠶᠠᠪᠤᠭᠰᠠᠨ ᠭᠦᠷᠦᠨ
ᠬᠠᠭᠰᠠᠵᠤ ᠤᠨᠤᠬᠤ ᠶᠢᠨ ᠳᠡᠩᠰᠡᠨ ᠳᠦ
ᠲᠥᠷᠥ ᠶᠢᠨ ᠪᠦᠰᠡᠯᠡᠭᠦᠷ ᠴᠢᠩᠭᠠᠯᠠᠬᠤ ᠪᠠᠷ
ᠲᠦᠷᠬᠢᠷᠴᠢ ᠪᠣᠰᠤᠭᠰᠠᠨ ᠴᠠᠬᠠᠷ
ᠳᠠᠭᠤᠲᠠᠢ ᠰᠤᠤ ᠲᠠᠢ ᠭᠦᠷᠦᠨ ᠦ
ᠯᠤᠤ ᠲᠠᠢ ᠢᠯᠳᠦ ᠪᠡᠷ ᠴᠠᠪᠴᠢᠬᠤ ᠳᠤ
ᠰᠥᠰᠥ ᠲᠡᠢ ᠲᠥᠷᠥ ᠪᠡᠨ ᠬᠠᠭᠠᠴᠠᠶᠢᠯᠠᠵᠤ
ᠴᠢᠰᠤ ᠲᠠᠢ ᠤᠨᠠᠭᠰᠠᠨ ᠴᠠᠬᠠᠷ
ᠮᠠᠨᠵᠤ ᠬᠠᠭᠠᠳ ᠤᠨ ᠨᠢᠭᠤᠷᠠᠨ ᠳᠤ
ᠴᠥᠯᠡᠭᠳᠡᠵᠦ ᠲᠥᠭᠡᠷᠢᠭᠰᠡᠨ ᠴᠠᠬᠠᠷ
ᠭᠦᠨᠵᠡ ᠳᠡᠯᠡᠬᠡᠢ ᠶᠢᠨ ᠪᠥᠭᠡᠷᠡᠨ ᠳᠦ
ᠲᠡᠯᠡᠭᠳᠡᠵᠦ ᠴᠥᠭᠡᠷᠡᠭᠰᠡᠨ ᠴᠠᠬᠠᠷ
ᠳᠡᠭᠵᠢᠵᠦ ᠪᠣᠰᠳᠠᠭ ᠦᠭᠡᠢ ᠮᠣᠩᠭᠣᠯ ᠠᠴᠠ ᠪᠠᠨ
ᠵᠣᠪᠠᠯᠠᠩ ᠢ ᠨᠢ ᠥᠪᠯᠡᠭᠰᠡᠨ ᠴᠠᠬᠠᠷ
ᠨᠡᠩᠵᠢᠵᠦ ᠪᠣᠯᠳᠠᠭ ᠦᠭᠡᠢ ᠰᠡᠳᠬᠢᠯ ᠳᠦ ᠪᠡᠨ
ᠲᠠᠮᠠᠭ᠎ᠠ ᠶᠢ ᠨᠢ ᠬᠠᠳᠠᠭᠠᠯᠠᠭᠰᠠᠨ ᠴᠠᠬᠠᠷ
ᠢᠬᠡᠷ᠎ᠡ ᠵᠢᠷᠭᠤᠭᠠᠨ ᠲᠦᠮᠡᠨ
ᠦᠬᠡᠷ ᠦᠨ ᠪᠥᠭᠡᠷ᠎ᠡ ᠰᠢᠭ ᠮᠣᠩᠭᠣᠯ
ᠴᠠᠬᠠᠷ ᠮᠢᠨᠦ ᠦᠭᠡ ᠶᠢ
ᠣᠬᠣᠷ ᠪᠤᠤ ᠰᠡᠳᠬᠢᠲᠦᠭᠡᠢ
ᠨᠢᠭᠡᠳᠦᠨ ᠪᠣᠰᠬᠤ ᠮᠣᠩᠭᠣᠯ
ᠬᠠᠰᠤᠪᠠᠤ ᠲᠠᠮᠠᠭ᠎ᠠ ᠪᠠᠨ ᠦᠭᠡᠶᠢᠯᠡᠪᠡᠯ
ᠯᠢᠭᠳᠡᠨ ᠬᠤᠲᠤᠭᠲᠤ ᠶᠢᠨ ᠤᠳᠤᠮ ᠠᠴᠠ
ᠠᠰᠠᠭᠤᠲᠤᠭᠠᠢ᠂ ᠠᠪᠲᠤᠭᠠᠢ
ᠲᠤᠯᠭᠠᠭᠤᠷᠢ ᠴᠢᠩᠭᠢᠰ ᠦᠨ ᠲᠠᠮᠠᠭ᠎ᠠ
ᠢᠲᠡᠭᠡᠵᠦ ᠪᠣᠯᠤᠨ᠎ᠠ ᠴᠠᠬᠠᠷ ᠲᠤ ᠪᠤᠢ᠃
ᠲᠤᠯᠭᠠᠷ ᠡᠬᠡ ᠡᠴᠡ ᠬᠥᠪᠡᠭᠦᠨ ᠨᠢ
ᠠᠳᠬᠤᠵᠤ ᠲᠥᠷᠥᠨ᠎ᠡ ᠠᠶᠤᠲᠤᠭᠠᠢ᠃


发布     👍 0 举报 写留言 🖊   
✋热门推荐
  • 作为首批获得认证的企业之一,支付宝方面透露,在“护脸计划”的推动下,人脸识别相关行业的发展将更加规范,对于普通用户的信息安全保护也将更加完善和可靠。#支付宝通过
  • 【奈曼旗检察院召开刑事检察条线贯彻落实全市检察机关上半年数据会商会暨队伍建设会精神座谈研讨会】为认真贯彻落实全市检察机关上半年数据会商会暨队伍建设会议精神,奈曼
  • (真的超级感谢)从6月份开始做自己喜欢的事,中间也经历了很多,也遇到很多同样爱美妆的姐妹真的很幸运!我会尽量分布公平的(2019年互动多的宝贝我会多放几样滴~)
  • 喜欢吃辣的,扬点辣椒粉️再拿着大碗颠一颠,美味可口的薯片就成啦[馋嘴]①.准备材料。3个土豆,盐(烧烤料、辣椒粉)食用油,清水②.土豆去皮洗净(考验刀功的时刻来
  • #肖战[超话]##肖战#肖战#杭州亚运会圆梦公益大使肖战#杭州亚运会圆梦公益大使❤️ ᴵ ιον∈ʏσʋ 肖战 ꪔ̤̫ ᙏ̤̫͚ꪔ̤̫ ᙏ̤̫͚┄┅┄┅┄┅┄
  • #奥比星光[超话]#小奥比们避雷这个人,名叫坏蛋子❗❗❗收到对象消息,于是上线去找她,据周围人所说,大概情况是我对象好好的弹琴,她弹琴非常厉害,光遇弹琴6000
  • 不得不说,能让我为一位男士填词而感觉到快乐的,非张云雷莫属了今夜醉了,忽想起,他日因写公子张云雷而积累的粉丝及快乐,世事无常,或才思竭了,或情绪枯了,或想成就而
  • 2020款全新奥迪Q7在今年5月份登录中国市场,并匹配了贴心的金融政策,让那些为事业打拼,需要有更多流动资金用在刀刃上的商务精英有了拥有它的可能。虽然其大部分时
  • ”#f1#从上个月开始,我就在跟工厂老板联系双十一床品的事情,对方的客户越做越牛逼,你们能看到的某些超逼格家居品牌和家具品牌4/5000➕的四件套,以及美国某些
  • 度娘都搜不到的走心句子l .我想你在我身边,这是三句话2.普通人,普通生活,普通过3.太执着于某种感觉只会让你很难收场4.可生活不是电影,没有那么多的兜兜转转5
  • 】凤祥大企业没啥说的了,一番是他们旗下的牛排品牌,今天上两款独立的西冷和眼肉,大家可以自由选择啦~两款都是1.3kg到手价【98】包邮,均是整块原切,传统腌制,
  • 天秤座很讲求平衡,他们对感情也是这样的态度,如果爱情的天平在自己心里已经倾斜了的话他们会想要找一个平衡点,开始对对方忽冷忽热,那可能是天秤座喜欢上其他人的前奏,
  • 最烦的就是有一些外国品牌,又想赚我们的钱,又干着恶心我们的事。翻到我大学好友的朋友圈他居然还留着以前专门cue到我的一条朋友圈而且毕业那条 我的照片还被放在了C
  • 【MagSafe外接电池】圆润边缘,握感柔滑,手握一份心意,强力磁吸,一贴即合,随时随地快速充电,与TA一起共享美好时光。可替换插脚设计,搭配Apple全球旅行
  • #檀健次[超话]##给檀健次的三行情书##和你心动七夕# 强大自信温柔细腻如你檀健次大大的多多的爱给你是小炭火自己每日每夜想你也是小炭火信檀健次相信他的每一个决
  • 还没那个男会员跳得节奏夸张,夸张到每回朝他方向跳的动作,我一看到他幅度这么大就忍不住想笑[允悲][允悲][允悲]3.今日天气这么好,满天乌云密布,时不时还飘点雨
  • ps:因为样子也不太好看,就把我和朋友的部分删掉了,大家就美美看小情侣吧!谁会不心疼林洛雪呢,明知长痛不如短痛,她却是选了长痛的人啊…好喜欢毕导写的同窗,好喜欢
  • 而有些人追星,不一定是真的喜欢,他们也有可能只是把某个偶像当成了装饰品,用于点缀自己的形象,说出去让人觉得自己好有品味,好独特。#结婚有必要买房吗# 人心是最难
  • 一个艺术家造就了一身的本领,带到阎王爷那里没有任何用处,如果把这些知识毫无保留的传递给学生、那就是传承。历经悲欢,我们人到中年,才渐渐懂得:过去的自己,最愚昧的
  • 时隔两年,又是在日活人流更大的平台,开个人线上演唱会,预约人数目前近170w+。两年前t/m/e线上演唱会,扣音预约人数是70w+,扣音实时达到720w人次,各